ᠭᠦ.ᠰᠠᠶᠢᠬᠠᠨᠪᠠᠶᠠᠷ᠄ ᠮᠥᠴᠢᠷ ᠢᠶᠡᠷ ᠦᠷᠡᠰᠯᠡᠭᠡ ᠪᠡᠯᠡᠳᠬᠡᠬᠦ ᠡᠴᠡ ᠠᠯᠢ ᠪᠣᠯᠬᠤ ᠲᠠᠲᠠᠭᠠᠯᠵᠠᠵᠤ᠂ ᠦᠷ᠎ᠡ ᠪᠡᠷ ᠦᠷᠡᠰᠯᠡᠭᠡ ᠬᠢᠬᠦ ᠪᠡᠷ ᠵᠣᠷᠢᠵᠤ ᠪᠠᠶᠢᠨ᠎ᠠ

《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠳᠦ ᠪᠠᠲᠤᠯᠠᠨ ᠬᠠᠮᠠᠭᠠᠯᠠᠬᠤ ᠰᠠᠯᠪᠤᠷᠢ ᠴᠥᠯᠵᠢᠯᠲᠡ᠂ ᠭᠠᠵᠠᠷ ᠤᠨ ᠳᠣᠷᠣᠶᠢᠲᠠᠯ ᠢ ᠪᠠᠭᠤᠷᠠᠭᠤᠯᠬᠤ ᠳᠤ ᠬᠤᠪᠢ ᠨᠡᠮᠡᠷᠢ ᠣᠷᠣᠭᠤᠯᠵᠤ ᠬᠡᠳᠦ ᠬᠡᠳᠦᠨ ᠲᠥᠰᠥᠯ᠂ ᠠᠷᠭ᠎ᠠ ᠬᠡᠮᠵᠢᠶ᠎ᠡ ᠶᠢ ᠬᠡᠷᠡᠭᠵᠢᠭᠦᠯᠬᠦ ᠪᠡᠷ ᠲᠥᠯᠥᠪᠯᠡᠭᠰᠡᠨ ᠦ ᠨᠢᠭᠡ ᠴᠢᠬᠤᠯᠠ ᠠᠷᠭ᠎ᠠ ᠬᠡᠮᠵᠢᠶ᠎ᠡ ᠨᠢ ᠠᠯᠪᠠ ᠬᠠᠭᠠᠭᠴᠢᠳ ᠤᠨ ᠠᠵᠢᠯᠯᠠᠬᠤ ᠣᠷᠴᠢᠨ᠂ ᠨᠥᠬᠥᠴᠡᠯ ᠢ ᠳᠡᠭᠡᠭᠰᠢᠯᠡᠭᠦᠯᠬᠦ ᠵᠣᠷᠢᠯᠭ᠎ᠠ ᠪᠦᠬᠦᠢ ᠡᠺᠣ ᠨᠣᠭᠣᠭᠠᠨ ᠬᠣᠲᠠᠬᠠᠨ ᠲᠥᠰᠥᠯ ᠶᠤᠮ᠃ ᠤᠯᠠᠮ ᠢᠶᠠᠷ ᠵᠡᠪᠰᠡᠭᠲᠦ ᠬᠦᠴᠦᠨ ᠦ ᠓᠕᠓᠂ ᠐᠑᠔᠂ ᠐᠑᠕᠂ ᠓᠓᠖ ᠳ᠋ᠤᠭᠠᠷ ᠠᠩᠭᠢ ᠨᠤᠭᠤᠳ ᠲᠤ 《ᠡᠺᠣ ᠨᠣᠭᠣᠭᠠᠨ ᠬᠣᠲᠠᠬᠠᠨ》 ᠲᠥᠰᠥᠯ ᠢ ᠡᠨᠡ ᠣᠨ ᠳᠤ ᠬᠡᠷᠡᠭᠵᠢᠭᠦᠯᠵᠦ᠂ ᠑᠓ ᠮᠢᠩᠭᠠᠨ ᠮᠣᠳᠣ ᠪᠤᠲᠠ ᠲᠠᠷᠢᠵᠤ᠂ ᠵᠦᠯᠭᠡᠵᠢᠭᠦᠯᠬᠦ ᠶᠢᠨ ᠵᠡᠷᠭᠡᠴᠡᠭᠡ ᠤᠰᠤᠯᠠᠭᠠᠨ ᠤ ᠰᠢᠰᠲ᠋ᠧᠮ᠂ ᠵᠠᠮ᠂ ᠲᠠᠯᠠᠪᠠᠢ᠂ ᠴᠠᠬᠢᠯᠭᠠᠨ ᠬᠠᠩᠭᠠᠮᠵᠢ᠂ ᠭᠡᠷᠡᠯᠲᠦᠭᠦᠯᠭᠡ᠂ ᠬᠠᠰᠢᠶ᠎ᠠ᠂ ᠬᠠᠶᠢᠰᠤ ᠪᠠᠶᠢᠭᠤᠯᠬᠤ ᠵᠡᠷᠭᠡ ᠰᠢᠨ᠎ᠡ ᠪᠡᠷ ᠬᠢᠵᠦ᠂ ᠵᠠᠰᠠᠪᠤᠷᠢᠯᠠᠨ ᠲᠣᠬᠢᠵᠢᠭᠤᠯᠤᠭᠰᠠᠨ ᠶᠤᠮ᠃

ᠥᠨᠥᠳᠥᠷ ᠪᠠᠲᠤᠯᠠᠨ ᠬᠠᠮᠠᠭᠠᠯᠠᠬᠤ ᠶᠠᠮᠤ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠤᠳᠤᠷᠢᠳᠤᠯᠭ᠎ᠠ ᠠᠵᠢᠯᠲᠠᠨ᠂ ᠠᠯᠪᠠ ᠬᠠᠭᠠᠭᠴᠢᠳ ᠨᠢᠭᠡᠳᠦᠨ ᠵᠡᠪᠰᠡᠭᠲᠦ ᠬᠦᠴᠦᠨ ᠦ ᠓᠕᠓᠂ ᠐᠑᠔ ᠳᠦᠭᠡᠷ ᠠᠩᠬᠢ ᠶᠢᠨ ᠪᠠᠶᠢᠷᠢᠯᠠᠯ ᠳᠤ ᠮᠣᠳᠣ ᠲᠠᠷᠢᠵᠤ᠂ ᠨᠣᠭᠣᠭᠠᠨ ᠬᠥᠭᠵᠢᠯᠳᠦ ᠥᠪᠡᠷᠰᠡᠳ ᠦᠨ ᠬᠤᠪᠢ ᠨᠡᠮᠡᠷᠢ ᠶᠢ ᠣᠷᠣᠭᠤᠯᠤᠯ᠎ᠠ᠃ ᠲᠡᠳᠡ ᠨᠡᠶᠢᠲᠡ ᠔᠐᠐ ᠭᠠᠷᠤᠢ ᠪᠤᠷᠭᠠᠰᠤ᠂ ᠤᠯᠢᠶᠠᠰᠤ᠂ ᠭᠠᠴᠤᠤᠷ᠂ ᠨᠠᠷᠠᠰᠤᠨ ᠤ ᠰᠠᠭᠤᠯᠭᠠᠴᠠ ᠶᠢ ᠰᠠᠭᠤᠯᠭᠠᠪᠠ᠃

ᠪᠠᠲᠤᠯᠠᠨ ᠬᠠᠮᠠᠭᠠᠯᠠᠬᠤ ᠶᠢᠨ ᠰᠠᠶᠢᠳ ᠭ ∙ ᠰᠠᠶᠢᠬᠠᠨᠪᠠᠶᠠᠷ ᠬᠡᠯᠡᠬᠦ ᠳᠦ ᠪᠡᠨ᠂ ᠮᠣᠩᠭᠣᠯ ᠤᠯᠤᠰ ᠤᠨ ᠶᠡᠷᠦᠩᠬᠡᠶᠢᠯᠡᠭᠴᠢ ᠤᠬᠤᠨᠠᠭ᠎ᠠ ᠶᠢᠨ ᠬᠦᠷᠦᠯᠰᠦ᠋ᠬᠡ ᠶᠢᠨ ᠰᠠᠨᠠᠭᠠᠴᠢᠯᠠᠭᠰᠠᠨ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠳᠦ ᠪᠠᠲᠤᠯᠠᠨ ᠬᠠᠮᠠᠭᠠᠯᠠᠬᠤ ᠰᠠᠯᠪᠤᠷᠢ ᠮᠠᠩᠯᠠᠶᠢᠯᠠᠨ ᠣᠷᠣᠯᠴᠠᠵᠤ ᠗ ᠲᠥᠰᠥᠯ᠂ ᠠᠷᠭ᠎ᠠ ᠬᠡᠮᠵᠢᠶ᠎ᠡ ᠶᠢ ᠬᠡᠷᠡᠭᠵᠢᠭᠦᠯᠵᠦ᠂ ᠒᠐᠓᠐ ᠣᠨ ᠭᠡᠬᠦ ᠳᠦ ᠒᠗ ᠰᠠᠶ᠎ᠠ ᠰᠢᠷᠬᠡᠭ ᠮᠣᠳᠣ ᠲᠠᠷᠢᠬᠤ ᠪᠠᠨ ᠵᠠᠷᠯᠠᠭᠰᠠᠨ᠃ ᠡᠨᠡᠬᠦ ᠲᠥᠰᠥᠯ᠂ ᠬᠥᠲᠥᠯᠪᠦᠷᠢ ᠨᠦᠭᠦᠳ ᠢ ᠬᠡᠷᠡᠭᠵᠢᠭᠦᠯᠬᠦ ᠠᠵᠢᠯ ᠤᠨ ᠬᠦᠷᠢᠶᠡᠨ ᠳᠦ ᠙ ᠮᠣᠳᠣ ᠦᠷᠡᠵᠢᠭᠦᠯᠭᠡ ᠶᠢᠨ ᠭᠠᠵᠠᠷ ᠪᠠᠶᠢᠭᠤᠯᠬᠤ ᠠᠴᠠ ᠡᠨᠡ ᠣᠨ ᠳᠤ ᠵᠡᠪᠰᠡᠭᠲᠦ ᠬᠦᠴᠦᠨ ᠦ ᠓᠑᠐᠂ ᠓᠓᠖᠂ ᠐᠑᠗᠂ ᠑᠒᠐᠂ ᠑᠘᠖ ᠳ᠋ᠤᠭᠠᠷ ᠠᠩᠭᠢ ᠨᠤᠭᠤᠳ ᠲᠤ ᠨᠡᠶᠢᠲᠡ ᠓᠔ ᠭᠠ ᠲᠠᠯᠠᠪᠠᠢ ᠳᠤ ᠕ ᠮᠣᠳᠣ ᠦᠷᠡᠵᠢᠭᠦᠯᠭᠡ ᠶᠢᠨ ᠭᠠᠵᠠᠷ ᠢ ᠪᠠᠶᠢᠭᠤᠯᠵᠤ᠂ ᠦᠢᠯᠡ ᠠᠵᠢᠯᠯᠠᠭ᠎ᠠ ᠶᠢ ᠨᠢ ᠵᠢᠭᠳᠡᠷᠡᠭᠦᠯᠦᠯ᠎ᠡ᠃ ᠴᠢᠨᠠᠭᠰᠢᠳᠠ ᠦᠯᠡᠳᠡᠭᠰᠡᠨ ᠵᠡᠪᠰᠡᠭᠲᠦ ᠬᠦᠴᠦᠨ ᠦ ᠐᠑᠑᠂ ᠓᠑᠑᠂ ᠓᠒᠕᠂ ᠓᠒᠗ ᠳ᠋ᠤᠭᠠᠷ ᠠᠩᠭᠢ ᠨᠤᠭᠤᠳ ᠲᠤ ᠔ ᠮᠣᠳᠣ ᠦᠷᠡᠵᠢᠭᠦᠯᠭᠡ ᠶᠢᠨ ᠭᠠᠵᠠᠷ ᠤᠳ ᠢ ᠒᠐᠒᠓ ᠣᠨ ᠳᠤ ᠪᠠᠶᠢᠭᠤᠯᠵᠤ ᠳᠠᠭᠤᠰᠬᠠᠬᠤ ᠪᠠᠷ ᠲᠥᠯᠥᠪᠯᠡᠨ ᠠᠵᠢᠯᠯᠠᠵᠤ ᠪᠠᠶᠢᠨ᠎ᠠ᠃ ᠮᠣᠳᠣ ᠦᠷᠡᠵᠢᠭᠦᠯᠭᠡ ᠶᠢᠨ ᠭᠠᠵᠠᠷ ᠤᠳ ᠠᠴᠠ ᠵᠢᠯ ᠳᠦ ᠖᠂᠒ ᠰᠠᠶ᠎ᠠ ᠣᠷᠴᠢᠮ ᠲᠠᠷᠢᠴᠠ᠂ ᠰᠠᠭᠤᠯᠭᠠᠴᠠ ᠪᠡᠯᠡᠳᠬᠡᠭᠳᠡᠵᠦ ᠭᠠᠷᠤᠨ᠎ᠠ᠃ ᠡᠭᠦᠨ ᠢ ᠨᠢ ᠲᠥᠯᠥᠪᠯᠡᠭᠰᠡᠨ ᠲᠥᠰᠥᠯ ᠠᠷᠭ᠎ᠠ ᠬᠡᠮᠵᠢᠶᠡᠨ ᠳᠦ ᠨᠡᠶᠢᠯᠡᠭᠦᠯᠬᠦ ᠶᠢᠨ ᠵᠡᠷᠭᠡᠴᠡᠭᠡ ᠥᠪᠡᠷ ᠦᠨ ᠪᠠᠶᠢᠷᠢ᠂ ᠣᠷᠣᠨ ᠰᠠᠭᠤᠴᠠ᠂ ᠬᠠᠰᠢᠶ᠎ᠠ ᠪᠠᠶᠢᠰᠢᠩ᠂ ᠠᠮᠢᠳᠤᠷᠠᠵᠤ ᠪᠠᠶᠢᠭ᠎ᠠ ᠤᠷᠴᠢᠨ ᠳᠤ ᠪᠠᠨ ᠮᠣᠳᠣ ᠲᠠᠷᠢᠬᠤ ᠬᠦᠰᠡᠯ ᠰᠣᠨᠢᠷᠬᠠᠯᠲᠠᠢ ᠠᠯᠪᠠ ᠬᠠᠭᠠᠭᠴᠢᠳ ᠲᠤ ᠪᠠᠨ ᠳᠡᠮᠵᠢᠯᠭᠡ ᠦᠵᠡᠭᠦᠯᠬᠦ ᠪᠣᠯᠤᠮᠵᠢ ᠪᠥᠷᠢᠳᠦᠨ᠎ᠡ ᠭᠡᠵᠦ ᠬᠠᠷᠠᠵᠤ ᠪᠠᠶᠢᠨ᠎ᠠ᠃ ᠪᠢᠳᠡ ᠴᠠᠭᠠᠰᠢᠳᠠ ᠪᠠᠨ ᠲᠠᠷᠢᠴᠠ᠂ ᠰᠠᠭᠤᠯᠭᠠᠴᠠ ᠶᠢ ᠪᠡᠯᠡᠳᠬᠡᠬᠦ ᠳᠦ ᠪᠡᠨ ᠮᠥᠴᠢᠷ ᠢᠶᠡᠷ ᠦᠷᠡᠰᠯᠡᠭᠡ ᠪᠡᠯᠡᠳᠬᠡᠬᠦ ᠡᠴᠡ ᠠᠯᠢ ᠪᠣᠯᠬᠤ ᠲᠠᠲᠠᠭᠠᠯᠵᠠᠵᠤ᠂ ᠦᠷ᠎ᠡ ᠪᠡᠷ ᠦᠷᠡᠰᠯᠡᠭᠡ ᠬᠢᠬᠦ ᠪᠡᠷ ᠵᠣᠷᠢᠵᠤ ᠪᠠᠶᠢᠭ᠎ᠠ ᠲᠤᠬᠠᠢ ᠶᠢ ᠪᠠᠨ ᠣᠨᠴᠠᠯᠠᠭᠰᠠᠨ ᠶᠤᠮ᠃

ᠲᠡᠭᠦᠨᠴᠢᠯᠡᠨ ᠪᠠᠲᠤᠯᠠᠨ ᠬᠠᠮᠠᠭᠠᠯᠠᠬᠤ ᠰᠠᠯᠪᠤᠷᠢ ᠶᠢᠨ ᠠᠯᠪᠠ ᠬᠠᠭᠠᠭᠴᠢᠳ ᠲᠤ ᠪᠠᠨ ᠠᠭᠷᠣ ᠡᠺᠣᠯᠣᠭ ᠤᠨ ᠮᠡᠳᠡᠯᠭᠡ ᠣᠯᠭᠣᠬᠤ ᠰᠤᠷᠭᠠᠯᠲᠠ ᠶᠢ ᠓ ᠦᠶ᠎ᠡ᠂ ᠱᠠᠲᠤ ᠲᠠᠢ ᠪᠠᠷ ᠵᠣᠬᠢᠶᠠᠨ ᠪᠠᠶᠢᠭᠤᠯᠵᠠᠢ᠃ ᠡᠭᠦᠨ ᠦ ᠦᠷ᠎ᠡ ᠳᠦᠩ ᠳᠦ ᠣᠶᠢᠵᠢᠭᠤᠯᠤᠭᠴᠢ᠂ ᠡᠺᠣᠯᠣᠭᠢᠴᠢ ᠮᠡᠷᠭᠡᠵᠢᠯ ᠲᠡᠢ ᠠᠯᠪᠠ ᠬᠠᠭᠠᠭᠴᠢᠳ ᠢ ᠪᠡᠯᠡᠳᠬᠡᠵᠦ᠂ ᠠᠩᠭᠢ ᠪᠠᠶᠢᠭᠤᠯᠤᠯᠭ᠎ᠠ ᠨᠤᠭᠤᠳ ᠲᠤ ᠑᠐᠐ ᠭᠠᠷᠤᠢ ᠠᠭᠷᠣ ᠡᠺᠣᠯᠣᠭ ᠤᠨ ᠮᠡᠷᠭᠡᠵᠢᠯ ᠦᠨ ᠪᠣᠯᠪᠠᠰᠤᠨ ᠬᠦᠴᠦᠨ ᠢᠶᠡᠷ ᠬᠠᠩᠭᠠᠭᠰᠠᠨ ᠪᠠᠶᠢᠨ᠎ᠠ᠃ ᠴᠢᠨᠠᠭᠰᠢᠳᠠ ᠪᠠᠨ ᠬᠤᠭᠤᠴᠠᠭ᠎ᠠ ᠳᠤ ᠴᠡᠷᠢᠭ ᠦᠨ ᠠᠯᠪᠠ ᠬᠠᠭᠠᠭᠴᠢᠳ ᠢ ᠮᠡᠷᠭᠡᠵᠢᠯ ᠣᠯᠭᠣᠬᠤ ᠰᠤᠷᠭᠠᠯᠲᠠ ᠳᠤ ᠲᠦᠯᠬᠢᠭᠦᠦ ᠠᠩᠬᠠᠷᠴᠤ ᠠᠵᠢᠯᠯᠠᠵᠤ᠂ ᠪᠠᠶᠢᠭᠠᠯᠢ ᠡᠬᠡ ᠳᠡᠯᠡᠬᠡᠢ ᠳᠦ ᠪᠡᠨ ᠬᠠᠶᠢᠷᠠᠲᠠᠢ ᠨᠢᠭᠡᠨ ᠪᠣᠯᠭᠠᠬᠤ ᠦᠵᠡᠯ ᠬᠦᠮᠦᠵᠢᠯ ᠢ ᠲᠥᠯᠦᠪᠰᠢᠭᠦᠯᠬᠦ ᠪᠡᠷ ᠠᠵᠢᠯᠯᠠᠵᠤ ᠪᠠᠶᠢᠨ᠎ᠠ ᠭᠡᠪᠡ᠃